2014/11/10

Нэг гэж юу вэ?

ᠬᠥᠷᠪᠡᠭᠥᠯᠥᠭᠰᠦᠨ᠄ ᠪᠠᠶᠠᠰᠬᠤᠯᠠᠩ
ᠬᠢᠨᠠᠭᠰᠠᠨ᠄ ᠬᠣᠷᠯᠤᠠᠠ

2014/10/30

Хүүхдийн шүлэг: Зараа тугал хоёр. Өвөө. Үнэг ээж

       ᠵᠠᠷᠠᠭᠠᠠ ᠲᠤᠭᠤᠯ ᠬᠣᠶᠠᠷ

ᠢᠴᠢᠮᠡᠬᠡᠢ ᠵᠠᠷᠠᠭᠠᠠ ᠬᠡᠪᠲᠡᠵᠦ ᠭᠡᠨᠡᠡ

ᠢᠳᠡᠮᠡᠬᠡᠢ ᠲᠤᠭᠤᠯ ᠢᠷᠡᠵᠦ ᠭᠡᠨᠡᠡ

ᠪᠥᠭᠡᠷᠡᠡ ᠶᠢ ᠨᠢ ᠲᠡᠷᠡ ᠲᠣᠯᠢᠶᠠᠵᠤ ᠭᠡᠨᠡᠡ

ᠥᠪᠡᠷ ᠦᠨ ᠬᠢ ᠨᠢ ᠬᠡᠯᠡ ᠡᠪᠡᠳᠴᠦ ᠭᠡᠨᠡᠡ

ᠳᠠᠭᠠᠷᠢᠯᠳᠤᠭᠰᠠᠨ ᠪᠦᠬᠦᠨ ᠬᠣᠭᠤᠯᠠ ᠪᠢᠰᠢ ᠰᠢᠤ ᠭᠡᠵᠦ 

ᠳᠠᠭᠠᠵᠢᠩᠨᠠᠭᠰᠠᠨ ᠵᠠᠷᠠᠭᠠᠠ ᠢᠨᠢᠶᠡᠵᠦ ᠭᠡᠨᠡᠡ



          ᠡᠪᠥᠭᠡ

ᠡᠪᠦᠭᠡ ᠠᠪᠤ ᠦᠯᠢᠭᠡᠷ ᠳᠣᠮᠤᠭ ᠶᠠᠷᠢᠨᠠᠠ 

ᠡᠳᠦᠷ ᠪᠦᠷ ᠥᠭᠡᠷᠡᠡ ᠦᠭᠡᠷᠡᠡ ᠶᠢ ᠶᠠᠷᠢᠨᠠᠠ

ᠡᠪᠦᠭᠡ ᠠᠪᠤ ᠶᠢᠨ ᠦᠯᠢᠭᠡᠷ ᠳᠣᠮᠤᠭ ᠳᠠᠭᠤᠰᠳᠠᠭ ᠦᠭᠡᠢ

ᠡᠳᠦᠷ ᠪᠦᠷ ᠰᠣᠨᠤᠰᠤᠭᠠᠳ ᠮᠢᠨᠤ ᠰᠡᠳᠬᠢᠯ ᠬᠠᠨᠳᠠᠭ ᠦᠭᠡᠢ



          ᠦᠨᠡᠭᠡ ᠡᠵᠢ

ᠦᠨᠡᠭᠡ ᠡᠵᠢ ᠡᠳᠦᠷᠵᠢᠨ ᠠᠩᠭᠤᠴᠢᠯᠠᠪᠠ

ᠡᠮᠬᠦᠬᠡᠨ ᠮᠢᠬᠠᠠ ᠦᠳᠡᠰᠢ ᠣᠯᠪᠠ

ᠭᠠᠭᠴᠠᠬᠠᠨ ᠤᠬᠤᠰᠬᠢᠭᠡᠳ ᠯᠡ ᠢᠳᠡᠴᠢᠬᠡᠮᠡᠷ ᠪᠠᠢᠢᠪᠠᠴᠤ

ᠭᠠᠪᠠᠷ ᠨᠤᠭᠤᠳ ᠲᠠᠭᠠᠨ ᠥᠭᠬᠦ ᠪᠡᠷ ᠠᠪᠴᠤ ᠣᠳᠪᠠ



 

2014/10/29

... эзэнтэй

ᠥᠪᠡᠷ ᠢᠶᠡᠷ  ᠢᠶᠡᠨ ᠪᠠᠢ᠂
ᠪᠤᠰᠤᠳ ᠪᠦᠬᠦ ᠳᠦᠷᠢ ᠡᠵᠡᠨ ᠲᠡᠢ᠃

ᠣᠰᠻᠠᠷ ᠸᠠᠢᠢᠯᠳ᠋

2014/10/07

Алтан загасны үлгэр (эхний хэсэг)

ᠠ᠊ ᠂ ᠰᠧ᠊ ᠂ ᠫᠦᠱᠻᠢᠨ ᠄
ᠠᠯᠲᠠᠨ ᠵᠢᠭᠠᠰᠤᠨ  ᠦ ᠦᠯᠢᠭᠡᠷ

ᠣᠷᠴᠢᠭᠤᠯᠤᠭᠰᠠᠨ ᠴᠡ᠊ ᠊ ᠳᠠᠮᠳᠢᠨᠰᠦ᠋ᠷᠦᠩ

ᠬᠥᠷᠥᠰᠦᠲᠦ ᠠᠯᠲᠠᠨ ᠳᠡᠯᠡᠬᠡᠢ ᠶᠢᠨ ᠬᠥᠪᠡᠭᠡ ᠬᠢᠵᠠᠭᠠᠷ ᠨᠤᠲᠤᠭ ᠲᠦ
ᠬᠥᠬᠡ ᠴᠡᠩᠬᠡᠷ ᠳᠠᠯᠠᠢ ᠶᠢᠨ ᠡᠷᠭᠢ ᠢᠷᠮᠡᠭ ᠭᠠᠵᠠᠷ ᠲᠦ
ᠡᠷᠲᠡ ᠤᠷᠢᠳᠤ ᠴᠠᠭ ᠲᠦ ᠡᠮᠡᠭᠡᠨ ᠡᠪᠦᠭᠡᠨ ᠬᠣᠶᠠᠷ
ᠠᠢᠢᠯ ᠪᠣᠯᠤᠨ ᠠᠮᠢᠳᠤᠷᠠᠵᠤ ᠠᠵᠤ ᠲᠥᠷᠥᠨ ᠰᠠᠭᠤᠵᠤ
ᠬᠠᠷ᠎ᠠ ᠤᠰᠤᠨ ᠤᠮᠳᠠ ᠲᠠᠢ ᠬᠠᠳᠠ ᠴᠢᠯᠠᠭᠤᠨ ᠨᠥᠮᠥᠷᠢ ᠲᠡᠢ
ᠭᠠᠵᠠᠷ ᠦᠨ ᠠᠭᠤᠢ  ᠳᠦ ᠬᠣᠷᠭᠣᠳᠠᠵᠤ ᠭᠠᠯ ᠦᠨ ᠢᠯᠴᠢᠨ ᠳᠦ ᠰᠢᠲᠤᠵᠤ
ᠭᠤᠴᠢᠨ ᠵᠢᠯ ᠲᠠᠨᠤᠵᠦ ᠳᠥᠴᠢᠨ ᠵᠢᠯ ᠰᠠᠭᠤᠪᠠ᠃

ᠡᠪᠦᠭᠡᠨ ᠨᠢ ᠵᠢᠭᠠᠰᠤ ᠪᠠᠷᠢᠵᠤ ᠳᠠᠯᠠᠢ ᠶᠢᠨ ᠬᠥᠪᠡᠭᠡ ᠰᠠᠬᠢᠨ᠎ᠠ᠃
ᠡᠮᠡᠭᠡᠨ ᠨᠢ ᠤᠲᠠᠰᠤ ᠡᠭᠡᠷᠡᠵᠤ ᠭᠡᠷ ᠦᠨ ᠮᠤᠬᠤᠷ ᠰᠠᠬᠢᠨ᠎ᠠ᠃
ᠡᠪᠦᠭᠡᠨ ᠨᠢᠭᠡᠨ ᠡᠳᠦᠷ ᠳᠠᠯᠠᠢ ᠶᠢᠨ ᠬᠥᠪᠡᠭᠡᠨ ᠳᠦ ᠣᠴᠢᠭᠠᠳ
ᠲᠣᠣᠷ ᠢᠶᠡᠨ ᠤᠰᠤᠨ ᠳᠦ ᠲᠠᠯᠪᠢᠵᠤ ᠵᠢᠭᠠᠰᠤ ᠰᠢᠭᠦᠷᠳᠡᠵᠦ ᠡᠬᠢᠯᠡᠪᠡ᠃
ᠠᠩᠬ᠎ᠠ ᠨᠢᠭᠡ ᠰᠢᠭᠦᠭᠰᠡᠨ ᠳᠦ ᠨᠢᠯᠴᠠᠭᠠᠷ ᠵᠠᠮᠠᠭ ᠭᠠᠷᠪᠠ᠃
ᠠᠬᠢᠭᠠᠳ ᠨᠢᠭᠡ ᠰᠢᠭᠦᠭᠰᠡᠨ  ᠳᠦ ᠨᠣᠢᠢᠲᠠᠨ ᠡᠪᠡᠰᠦ ᠭᠠᠷᠪᠠ᠃
ᠠᠳᠠᠭ ᠰᠡᠭᠦᠯ ᠳᠤᠨᠢ ᠰᠢᠭᠦᠲᠡᠯ᠎ᠡ ᠠᠯᠲᠠᠨ ᠵᠢᠭᠠᠰᠤ ᠪᠠᠷᠢᠭᠳᠠᠪᠠ᠃
ᠠᠯᠲᠠᠨ ᠵᠢᠭᠠᠰᠤ ᠪᠣᠯᠪᠠᠰᠤ ᠠᠳᠤᠭᠤᠰᠤ ᠠᠮᠢᠲᠠᠨ ᠡᠴᠡ ᠣᠨᠴᠠ
ᠬᠦᠮᠦᠨ ᠦ ᠬᠡᠯᠡ ᠢᠢ ᠮᠡᠳᠡᠨ᠎ᠠ᠃

〈〈ᠠᠮᠢ ᠠᠪᠤᠷᠠ〉〉 ᠭᠡᠵᠦ ᠠᠯᠲᠠᠨ ᠵᠢᠭᠠᠰᠤ ᠭᠤᠶᠤᠪᠠ᠃
〈〈ᠡᠪᠦᠭᠡᠨ ᠪᠣᠯᠤᠭᠰᠠᠨ ᠠᠬ᠎ᠠ ᠮᠢᠨᠢ ᠥᠷᠥᠰᠢᠶᠡᠵᠦ ᠬᠠᠢᠢᠷᠠᠯᠠ ᠨᠠᠮᠠᠢᠢ᠃
ᠤᠷᠭ᠎ᠠ ᠲᠣᠣᠷ ᠡᠴᠡ ᠮᠤᠯᠲᠤᠯᠵᠤ ᠤᠰᠤᠨ ᠳᠤᠷ ᠪᠤᠴᠠᠭᠠᠵᠤ ᠲᠠᠯᠪᠢᠭᠠᠴᠢ᠃
ᠠᠮᠢ ᠪᠡᠢ᠎ᠡ  ᠶᠢᠨ ᠣᠷᠣᠨ ᠳᠦ ᠠᠯᠢ ᠳᠤᠷᠠᠲᠠᠢ ᠢᠢ ᠥᠭᠬᠦᠨ᠎ᠠ〉〉 ᠭᠡᠵᠡᠢ᠃
ᠡᠨᠡ ᠦᠭᠡ ᠢᠢ ᠰᠣᠨᠣᠰᠣᠭᠠᠳ ᠡᠪᠦᠭᠡᠨ ᠶᠡᠬᠡ ᠴᠣᠴᠢᠪᠠ᠃
〈〈ᠥᠰᠦᠭᠰᠡᠨ ᠲᠥᠷᠦᠭᠰᠡᠨ ᠡᠴᠡ ᠨᠠᠭᠠᠰᠢ
ᠡᠪᠦᠭᠡᠨ ᠨᠠᠰᠤᠨ ᠪᠣᠯᠲᠠᠯ᠎ᠠ ᠡᠳᠦᠷ ᠵᠢᠯ ᠦᠨ ᠳᠣᠲᠣᠷ᠎ᠠ
ᠵᠢᠭᠠᠰᠤ ᠪᠠᠷᠢᠵᠤ ᠠᠮᠢᠳᠤᠷᠠᠬᠤ  ᠳᠠᠭᠠᠨ ᠵᠠᠮᠠᠭ ᠰᠢᠭᠦᠵᠦ ᠶᠠᠪᠤᠬᠤ  ᠳᠠᠭᠠᠨ
ᠦᠭᠡ ᠬᠡᠯᠡᠬᠦ ᠵᠢᠭᠠᠰᠤ ᠢᠢ ᠦᠵᠡᠭᠰᠡᠨ ᠤᠳᠠᠭ᠎ᠠ ᠪᠠᠢᠢᠬᠤ ᠦᠭᠡᠢ᠃
ᠶᠠᠭᠠᠭᠢᠭᠰᠠᠨ ᠬᠠᠴᠢᠨ ᠶᠤᠮ ᠪᠤᠢ ᠂ ᠶᠠᠮᠠᠷ ᠵᠢᠭᠲᠡᠢ ᠬᠡᠷᠡᠭ ᠪᠤᠢ?〉〉 ᠭᠡᠵᠦ
ᠠᠵᠢᠭ ᠰᠡᠵᠢᠭ ᠲᠥᠷᠥᠵᠦ ᠠᠶᠤᠬᠤ ᠭᠠᠢᠢᠬᠠᠬᠤ ᠵᠡᠷᠭᠡᠴᠡᠵᠦ
ᠠᠯᠲᠠᠨ ᠵᠢᠭᠠᠰᠤ  ᠢᠢ ᠲᠠᠯᠪᠢᠪᠠ᠃
〈〈ᠴᠢᠨᠤ ᠥᠭᠬᠦ ᠶᠠᠭᠤᠮ᠎ᠠ ᠨᠠᠳᠠ ᠳᠤ ᠬᠡᠷᠡᠭ ᠪᠠᠢᠢᠬᠤ ᠦᠭᠡᠢ
ᠴᠢᠨᠤ ᠦᠨᠡᠲᠡᠢ ᠪᠡᠢ᠎ᠡ ᠨᠠᠳᠠ ᠳᠤ ᠣᠯᠵᠠ ᠪᠣᠯᠬᠤ ᠦᠭᠡᠢ
ᠠᠯᠲᠠᠨ ᠥᠩᠭᠡᠲᠦ ᠵᠢᠭᠠᠰᠤ ᠮᠢᠨᠢ ᠠᠷᠢᠭᠤᠨ ᠳᠠᠯᠠᠢ ᠳᠦ ᠴᠡᠩᠭᠡᠵᠦ
ᠠᠯᠢ ᠳᠤᠷ᠎ᠠ ᠪᠡᠷ ᠠᠮᠢᠳᠤᠷᠠ ᠂ ᠠᠴᠢᠲᠤ ᠲᠡᠭᠷᠢ ᠳᠦ ᠥᠷᠰᠢᠶᠡᠭᠳᠡᠵᠦ
ᠠᠮᠤᠷ ᠮᠡᠨᠳᠦ ᠶᠠᠪᠤ᠃〉〉 ᠭᠡᠵᠦ ᠰᠠᠢᠢᠨ ᠦᠭᠡ ᠪᠡᠨ ᠬᠡᠯᠡᠵᠦ
ᠰᠠᠢᠢᠬᠠᠨ ᠢᠷᠦᠭᠡᠯ ᠢᠶᠡᠨ ᠲᠠᠯᠪᠢᠪᠠ᠃

ᠡᠪᠦᠭᠡᠨ ᠲᠡᠨᠳᠡ ᠡᠴᠡ ᠪᠤᠴᠠᠵᠤ ᠭᠡᠷ ᠲᠡᠭᠡᠨ ᠬᠠᠷᠢᠵᠤ ᠢᠷᠡᠭᠡᠳ
ᠥᠨᠥᠬᠢ ᠰᠣᠨᠢᠨ ᠶᠠᠭᠤᠮ᠎ᠠ ᠪᠡᠨ ᠡᠮᠡᠭᠡᠨ  ᠳᠡᠭᠡᠨ ᠶᠠᠷᠢᠵᠤ ᠡᠬᠢᠯᠡᠪᠡ᠃
〈〈ᠥᠨᠦᠳᠦᠷ ᠪᠢ ᠳᠠᠯᠠᠢ ᠡᠴᠡ ᠨᠢᠭᠡ ᠵᠢᠭᠠᠰᠤ ᠪᠠᠷᠢᠪᠠ᠃
ᠥᠩᠭᠡ ᠨᠢ ᠠᠯᠲᠠᠨ ᠪᠥᠭᠡᠳ ᠬᠦᠮᠦᠨ  ᠦ ᠬᠡᠯᠡ ᠶᠢ ᠮᠡᠳᠡᠨ᠎ᠠ᠃
ᠠᠮᠢ ᠪᠡᠢ᠎ᠡ ᠪᠡᠨ ᠠᠪᠤᠷᠠᠵᠤ ᠤᠰᠤᠨ ᠳᠦ ᠲᠠᠯᠪᠢᠬᠤ ᠢᠢ ᠭᠤᠶᠤᠵᠤ
ᠠᠯᠢ ᠳᠤᠷᠠᠲᠠᠢ ᠶᠠᠭᠤᠮ᠎ᠠ ᠢᠢ ᠨᠠᠳᠠ ᠳᠤ ᠥᠭᠬᠦᠢ᠎ᠡ ᠭᠡᠬᠦ ᠳᠤᠨᠢ
ᠠᠶᠤᠵᠤ ᠰᠠᠨᠳᠤᠷᠤᠭᠠᠳ ᠪᠢ ᠶᠠᠭᠤ ᠴᠤ ᠠᠪᠴᠤ ᠴᠢᠳᠠᠭᠰᠠᠨ ᠦᠭᠡᠢ᠃
ᠬᠥᠭᠡᠷᠦᠬᠦᠢ ᠲᠡᠷᠡ ᠵᠢᠭᠠᠰᠤ ᠢᠢ ᠲᠣᠣᠷ ᠰᠢᠭᠦᠷ ᠡᠴᠡ ᠮᠤᠯᠲᠤᠯᠵᠤ
ᠬᠥᠬᠡ ᠳᠠᠯᠠᠢ ᠳᠤᠨᠢ ᠲᠠᠯᠪᠢᠴᠢᠭᠠᠳ ᠪᠤᠴᠠᠭᠠᠳ ᠢᠷᠡᠪᠡ〉〉 ᠭᠡᠵᠦ ᠭᠡᠨ᠎ᠡ᠃
〈〈ᠡᠷᠭᠢᠭᠦᠦ ᠲᠡᠨᠡᠭ ᠠᠮᠢᠲᠠᠨ 〉〉 ᠭᠡᠵᠦ ᠡᠮᠡᠭᠡᠨ ᠡᠪᠤᠭᠡᠨ ᠢᠢᠡᠨ ᠵᠢᠮᠡᠯᠡᠪᠡ᠃
〈〈ᠠᠯᠲᠠᠨ ᠵᠢᠭᠠᠰᠤ ᠡᠴᠡ ᠶᠠᠭᠤᠮ᠎ᠠ ᠠᠪᠴᠤ ᠴᠢᠳᠠᠭᠰᠠᠨ ᠦᠭᠡᠢ ᠴᠢ᠃
ᠮᠤᠩᠬᠠᠭ ᠠᠮᠢᠲᠠᠨ ᠶᠠᠳᠠᠬᠤ  ᠳᠠᠭᠠᠨ ᠮᠣᠳᠣᠨ ᠲᠡᠪᠰᠢ ᠭᠤᠶᠤᠭᠰᠠᠨ ᠪᠣᠯ
ᠮᠠᠠᠰᠢ ᠬᠡᠷᠡᠭᠲᠡᠢ ᠪᠠᠢᠢᠬᠤ ᠰᠠᠨ ᠂ ᠮᠠᠨᠠᠢ ᠲᠡᠪᠰᠢ ᠬᠠᠭᠤᠴᠢᠷᠠᠵᠤ
ᠬᠠᠭᠠᠷᠠᠵᠤ ᠡᠪᠳᠡᠷᠡᠭᠡᠳ ᠪᠦᠷ ᠬᠡᠮᠬᠡᠷᠡᠵᠦ ᠤᠨᠠᠬᠤ ᠰᠢᠬᠠᠭᠰᠠᠨ ᠰᠢᠦ〉〉 ᠭᠡᠵᠡᠢ᠃
ᠡᠪᠦᠭᠡᠨ ᠭᠡᠳᠡᠷᠭᠦ ᠶᠠᠪᠤᠵᠤ ᠥᠨᠥᠬᠢ ᠳᠠᠯᠠᠢ  ᠳᠠᠭᠠᠨ ᠢᠷᠡᠪᠡ᠃
ᠳᠠᠯᠠᠢ ᠶᠢᠨ ᠤᠰᠤ ᠮᠢᠷᠠᠯᠵᠠᠵᠤ ᠳᠠᠩᠴᠢ ᠰᠠᠢᠢᠬᠠᠨ ᠬᠠᠷᠠᠭᠳᠠᠨ᠎ᠠ᠃
ᠠᠯᠲᠠᠨ ᠵᠢᠭᠠᠰᠤ ᠢᠶ ᠳᠠᠭᠤᠳᠠᠭᠰᠠᠨ  ᠳᠤ ᠠᠯᠲᠠᠨ ᠵᠢᠭᠠᠰᠤ ᠬᠥᠪᠪᠦᠭᠰᠡᠭᠡᠷ
ᠡᠮᠦᠨ᠎᠎ᠡ ᠨᠢ ᠬᠦᠷᠴᠦ ᠢᠷᠡᠭᠡᠳ ᠡᠪᠦᠭᠡᠨ ᠡᠴᠡ ᠢᠩᠭᠢᠵᠦ ᠠᠰᠠᠭᠤᠪᠠ᠃
〈〈ᠬᠦᠨᠳᠤᠳᠤ ᠡᠪᠦᠭᠡᠨ ᠠᠬ᠎ᠠ ᠮᠢᠨᠢ ᠬᠦᠰᠡᠬᠦ ᠬᠡᠯᠡᠬᠦ ᠶᠠᠭᠤ ᠪᠠᠢᠢᠨ᠎ᠠ?
ᠶᠠᠪᠤᠳᠠᠯ ᠤᠴᠢᠷ ᠶᠠᠭᠤ ᠪᠤᠢ ᠶᠠᠮᠠᠷ ᠬᠡᠷᠡᠭ ᠢᠢᠡᠷ ᠢᠷᠡᠪᠡ?〉〉
ᠡᠪᠦᠭᠡᠨ ᠬᠠᠷᠢᠭᠤ ᠬᠡᠯᠡᠪᠡ᠄
〈〈ᠬᠠᠳᠣᠨ ᠳᠡᠭᠡᠳᠦ ᠵᠢᠭᠠᠰᠤ ᠮᠢᠨᠢ ᠬᠠᠢᠢᠷᠠᠯᠠᠵᠤ ᠨᠠᠮᠠᠢᠢ ᠥᠷᠥᠰᠢᠶᠡ
ᠠᠯᠲᠠᠨ ᠵᠢᠭᠠᠰᠤ ᠡᠴᠡ ᠶᠠᠭᠤᠮ᠎ᠠ ᠠᠪᠴᠤ ᠴᠢᠳᠠᠭᠰᠠᠨ ᠦᠭᠡᠢ ᠭᠡᠵᠦ
ᠮᠠᠨᠠᠢ ᠡᠮᠡᠭᠡᠨ ᠨᠠᠮᠠᠢᠢ ᠮᠠᠰᠢ ᠶᠡᠬᠡ ᠪᠡᠷ ᠪᠤᠷᠤᠭᠤᠰᠢᠶᠠᠵᠤ
ᠰᠢᠨ᠎ᠡ ᠲᠡᠪᠰᠢ ᠬᠡᠷᠡᠭᠲᠡᠢ ᠭᠡᠵᠦ ᠰᠢᠷᠦᠭᠦᠨ ᠦᠭᠡ ᠬᠡᠯᠵᠦ ᠪᠠᠢᠢᠨ᠎ᠠ᠃
ᠡ᠊᠋᠋ᠳ᠋᠋ᠯᠡᠵᠦ ᠪᠠᠢᠢᠭᠰᠠᠨ ᠲᠡᠪᠰᠢ ᠮᠢᠨᠢ ᠡᠪᠳᠡᠷᠡᠵᠦ ᠤᠨᠠᠬᠤ ᠳᠤ ᠬᠦᠷᠦᠭᠰᠡᠨ ᠭᠡᠨ᠎ᠡ
ᠠᠯᠲᠠᠨ ᠵᠢᠭᠠᠰᠤ ᠬᠡᠯᠡᠪᠡ᠄
〈〈ᠠᠴᠢᠲᠤ ᠪᠤᠭᠤᠷᠤᠯ ᠡᠪᠦᠭᠡᠨ ᠠᠬ᠎ᠠ ᠮᠢᠨᠢ ᠵᠣᠷᠢᠵᠤ ᠢᠷᠡᠭᠰᠡᠨ ᠬᠡᠷᠡᠭ ᠴᠢᠨᠢ
ᠵᠣᠪᠠᠬᠤ ᠶᠠᠭᠤᠮ᠎ᠠ ᠦᠭᠡᠢ ᠪᠦᠲᠦᠨ᠎ᠠ᠃
ᠡᠷᠭᠡᠳᠦ ᠭᠡᠷ ᠲᠡᠭᠡᠨ ᠬᠠᠷᠢ ᠂ ᠡᠪᠦᠭᠡᠨ ᠠᠬ᠎ᠠ ᠮᠢᠨᠢ ᠃
ᠡᠪᠳᠡᠷᠬᠡᠢ ᠮᠠᠭᠤ ᠲᠡᠪᠰᠢ ᠴᠢᠨᠢ ᠰᠢᠨ᠎ᠡ ᠲᠡᠪᠰᠢ ᠪᠡᠷ ᠰᠣᠯᠢᠭᠳᠠᠨ᠎ᠠ᠃〉〉

2014/09/27

Хөгжилтэй яриа 4

ᠡᠪᠦᠭᠡ ᠬᠦᠦ ᠬᠣᠶᠠᠷ ᠭᠠᠨᠳᠠᠩ ᠶᠠᠪᠤᠵᠡᠢ᠃

- ᠡᠪᠥᠭᠡ᠂ ᠡᠨᠡ ᠯᠠᠮᠠᠠ ᠨᠠᠷ ᠶᠠᠭᠤ ᠭᠡᠳ ᠪᠠᠢᠢᠭᠠᠠ ᠶᠤᠮ ᠪᠣᠢ?

- ᠪᠤᠷᠬᠠᠨ ᠪᠠᠭᠰᠢ ᠶᠢᠨ ᠰᠤᠷᠭᠠᠯ ᠢ ᠲᠥᠪᠡᠳ ᠬᠡᠯᠡ ᠪᠡᠷ ᠤᠩᠰᠢᠵᠤ ᠪᠠᠢᠢᠭᠠᠠ ᠶᠤᠮ᠃

- ᠶᠠᠭᠠᠬᠢᠭᠠᠳ ᠠᠩᠯᠢ ᠬᠡᠯᠡ ᠪᠡᠷ ᠤᠩᠰᠢᠬᠤ ᠦᠭᠡᠢ ᠪᠠᠢᠢᠭᠠᠠ ᠶᠤᠮ ᠪᠣᠯ?

- ᠯᠠᠮᠠᠠ ᠨᠠᠷ ᠣᠳᠤᠬᠠᠨ ᠳᠠᠭᠠᠨ ᠠᠩᠯᠢ ᠬᠡᠯᠡ ᠮᠡᠳᠡᠬᠦ ᠦᠭᠡᠢ ᠪᠠᠢᠢᠭᠠᠠ ᠶᠤᠮ᠃

- ᠲᠡᠭᠡᠪᠡᠯ ᠶᠠᠭᠠᠬᠢᠭᠠᠳ ᠮᠣᠩᠭᠤᠯ ᠢᠶᠡᠷ ᠤᠩᠰᠢᠳᠠᠭ ᠦᠭᠡᠢ ᠶᠤᠮ ᠪᠤᠢ?

- ᠪᠤᠷᠬᠠᠨ ᠪᠠᠭᠰᠢ ᠨᠢ ᠣᠳᠤᠬᠠᠨ ᠳᠠᠭᠠᠨ ᠮᠣᠩᠭᠤᠯ ᠬᠡᠯᠡ ᠮᠡᠳᠡᠬᠦ ᠦᠭᠡᠢ ᠪᠠᠢᠢᠭᠠᠠ ᠶᠤᠮ᠃

Хөгжилтэй яриа 3

ᠡᠵᠢ ᠨᠢ ᠬᠡᠦᠬᠡᠳ ᠢᠶᠡᠨ 《ᠳᠤᠤᠭᠠᠢ ᠰᠠᠭᠤ》 ᠭᠡᠵᠤ ᠵᠠᠩᠨᠠᠪᠠ᠃
ᠥᠬᠢᠨ᠄ ᠡᠵᠢ ᠡ᠂ ᠲᠠ ᠨᠠᠮᠠᠢᠢ ᠠᠩᠬᠠᠠ ᠶᠠᠪᠤᠵᠤ ᠰᠤᠷᠭᠠᠭᠰᠠᠨ᠂ ᠶᠠᠷᠢᠬᠤ ᠶᠢ ᠴᠤ ᠵᠢᠠᠭᠠᠵᠤ ᠥᠭᠭᠦᠭᠰᠡᠨ ᠪᠢᠵᠡ ᠳᠡ? ᠣᠳᠤ ᠶᠠᠭᠠᠬᠢᠭᠠᠳ ᠳᠤᠤᠭᠠᠢ ᠪᠠᠢ ᠭᠡᠳ ᠪᠠᠢᠢᠭᠠᠠ ᠶᠤᠮ ᠪᠣᠢ? ᠭᠡᠵᠤ ᠠᠰᠠᠭᠤᠵᠡᠢ᠃

Хөгжилтэй яриа 2

ᠪᠢᠴᠢᠬᠠᠨ ᠦᠬᠢᠨ ᠡᠪᠡᠳᠦᠭᠡᠳ ᠡᠮᠴᠢ ᠳᠠᠭᠤᠳᠠᠵᠡᠢ᠃ ᠲᠡᠭᠦᠨ ᠢ ᠬᠥᠯ ᠨᠢᠴᠥᠭᠥᠨ ᠪᠠᠢᠢᠬᠤ ᠶᠢ ᠬᠠᠷᠠᠭᠰᠠᠨ ᠡᠮᠴᠢ᠄

- ᠬᠥᠭᠡᠷᠦᠬᠦᠨ ᠦᠬᠢᠨ ᠮᠢᠨᠢ᠂ ᠭᠡᠷ ᠤᠨ ᠱᠠᠬᠠᠢ ᠪᠠᠨ ᠡᠮᠦᠰᠴᠦ ᠪᠠᠢ᠃ ᠲᠡᠭᠡᠬᠦ ᠦᠭᠡᠢ ᠪᠣᠯ ᠡᠪᠡᠳᠥᠨᠡᠡ ᠰᠢᠤ ᠭᠡᠵᠡᠢ᠃

ᠡᠮᠴᠢ ᠶᠢ ᠶᠠᠪᠤᠭᠰᠠᠨ ᠢ ᠳᠠᠷᠠᠭᠠᠠ ᠦᠬᠢᠨ ᠨᠢ ᠪᠠᠰᠠ ᠯᠠ ᠬᠦᠯ ᠨᠢᠴᠥᠭᠦᠨ ᠶᠠᠪᠤᠭᠠᠠ ᠶᠢ ᠬᠠᠷᠠᠭᠠᠳ ᠡᠵᠢ ᠨᠢ᠄

- ᠴᠢ ᠡᠮᠴᠢ ᠶᠢᠨ ᠶᠠᠭᠤ ᠭᠡᠵᠦ ᠬᠡᠯᠡᠭᠰᠡᠨ ᠢ ᠰᠣᠨᠤᠰᠤᠭᠰᠠᠨ ᠤᠤ? ᠭᠡᠵᠦ ᠠᠰᠠᠭᠤᠪᠠ᠃

- ᠰᠣᠨᠤᠰᠤᠭᠰᠠᠨ᠃ ᠲᠡᠷᠡ ᠨᠠᠮᠠᠢᠢ ᠬᠥᠭᠡᠦᠬᠦᠨ ᠭᠡᠰᠡᠨ᠃

Хөгжилтэй яриа 1

ᠬᠦᠭᠵᠢᠯᠲᠡᠢ ᠶᠠᠷᠢᠶᠠᠠ

- ᠪᠢ ᠥᠴᠥᠭᠡᠳᠦᠷ ᠣᠢᠢᠴᠢᠭᠰᠠᠨ᠃ ᠶᠣᠰᠣᠲᠠᠢ ᠶᠡᠬᠡ ᠡᠪᠡᠳᠥᠭᠰᠡᠨ᠃

- ᠤᠬᠢᠯᠠᠭᠰᠠᠨ ᠤᠤ?

- ᠥᠭᠡᠢ᠃

- ᠰᠠᠢᠢᠨ ᠪᠠᠢᠢᠨ᠎ᠠ᠃ ᠶᠠᠭᠠᠬᠢᠭᠠᠳ ᠤᠬᠢᠯᠠᠭᠠᠠ ᠦᠭᠡᠢ ᠶᠤᠮ ᠪᠤᠢ?

- ᠭᠡᠷ ᠲᠦ ᠬᠡᠨ ᠴᠤ ᠪᠠᠢᠢᠭᠠᠠ ᠦᠭᠡᠢ ᠶᠤᠮ ᠴᠢᠨᠢ᠃

Сургаал үгс

ᠰᠤᠷᠭᠠᠯ ᠦᠭᠡᠰ

ᠨᠢᠭᠡ ᠡᠳᠦᠷ ᠲᠡᠨᠢᠯᠴᠠᠵᠤ
ᠮᠢᠩᠭᠠᠨ ᠡᠳᠦᠷ ᠨᠥᠬᠦᠷᠯᠡᠮᠦᠢ᠃

ᠨᠥᠬᠦᠷ ᠦᠨ ᠬᠡᠷᠡᠭ ᠪᠦᠲᠦᠪᠡᠰᠦ
ᠥᠪᠡᠷ ᠦᠨ ᠬᠡᠷᠡᠭ ᠪᠦᠲᠦᠮᠦᠢ᠃

ᠥᠪᠡᠷ ᠦᠨ ᠲᠤᠰᠠ ᠶᠢ ᠤᠷᠢᠳ ᠥᠭ
ᠨᠥᠬᠦᠷ ᠦᠨ ᠲᠤᠰᠠ ᠶᠢ ᠰᠡᠭᠦᠯ ᠳᠤ ᠠᠪ᠃

ᠰᠠᠨᠠᠭᠠᠠ ᠨᠢᠭᠡᠲᠦ ᠶᠢᠨ
ᠵᠠᠶᠠᠭᠠᠠ ᠨᠢᠭᠡ᠃

ᠲᠡᠩᠬᠡᠯᠡᠭᠦᠨ ᠶᠠᠪᠤᠬᠤ ᠳᠤ
ᠲᠡᠮᠡᠭᠡ ᠪᠡᠷ ᠲᠤᠰᠠᠯᠠᠭᠰᠠᠨ ᠡᠴᠡ
ᠲᠡᠪᠳᠡᠵᠦ ᠶᠠᠪᠤᠬᠤ ᠳᠤ
ᠲᠡᠪᠡᠨᠡ ᠪᠡᠷ ᠲᠤᠰᠠᠯᠠᠭᠰᠠᠨ ᠨᠢ ᠳᠡᠭᠡᠷᠡᠡ᠃

ᠬᠠᠮᠲᠤᠷᠠᠵᠤ ᠬᠢᠪᠡᠰᠤ ᠴᠢᠨᠠᠷ ᠲᠠᠢ
ᠬᠠᠨᠢᠯᠠᠵᠤ ᠶᠠᠪᠤᠪᠠᠰᠤ ᠬᠥᠭᠵᠢᠯ ᠲᠡᠢ᠃

Багш та

ᠪᠠᠭᠰᠢ ᠲᠠ

ᠠᠶᠠᠠ᠄ ᠪᠡ᠊᠂ᠰᠢᠷᠠᠪ

ᠥᠭᠡ᠄ ᠵᠠ᠊᠊᠂ᠲᠦᠮᠡᠨᠵᠢᠷᠭᠠᠯ

ᠭᠠᠭᠴᠠᠬᠠᠨ ᠮᠢᠨᠤ ᠡᠵᠢ ᠶᠢᠨ ᠭᠡᠮᠡᠷ
ᠬᠠᠯᠠᠮᠵᠢ ᠳᠦᠭᠦᠷᠡᠩ ᠰᠡᠳᠬᠢᠯ ᠲᠡᠢ᠂ᠲᠠ᠃
ᠭᠠᠷᠴᠠᠭᠠᠠ ᠦᠭᠡᠢ ᠦᠷᠡᠡ ᠶᠢᠨ ᠠᠴᠢᠯᠠᠯ ᠭᠡᠮᠡᠷ
ᠬᠠᠯᠠᠭᠤᠨ ᠳᠣᠲᠤᠨᠠᠠ ᠬᠠᠢᠢᠷᠠᠠ ᠲᠠᠢ᠂ᠪᠢ᠃

ᠠᠷᠭᠠᠠ ᠦᠭᠡᠢ ᠮᠢᠨᠤ ᠡᠵᠢ ᠶᠢᠨ ᠭᠡᠮᠡᠷ
ᠮᠠᠷᠲᠠᠵᠤ ᠪᠣᠯᠤᠮ ᠦᠭᠡᠢ ᠰᠤᠷᠭᠠᠯ ᠲᠠᠢ᠂ᠲᠠ᠃
ᠠᠯᠠᠭ ᠦᠷᠡᠡ ᠢᠨ ᠰᠠᠨᠠᠭᠠᠠ ᠭᠡᠮᠡᠷ
ᠲᠠᠨ ᠳᠠᠭᠠᠨ ᠭᠡᠰᠡᠨ ᠢᠲᠡᠭᠡᠯ ᠲᠡᠢ᠂ᠪᠢ᠃

ᠲᠥᠷᠦᠭᠦᠯᠦᠭᠰᠡᠨ ᠡᠵᠢ᠂ᠲᠥᠷᠦᠭᠰᠡᠨ ᠦᠷᠡᠡ ᠶᠢᠨ
ᠲᠥᠭᠡ ᠵᠠᠢ ᠦᠭᠡᠢ ᠬᠠᠢᠢᠷᠠᠠ ᠶᠢᠨ ᠰᠢᠵᠢᠮ ᠲᠡᠢ᠃
ᠠᠯᠤᠰ ᠤᠨ ᠬᠠᠷᠭᠤᠢ ᠳᠤ ᠳᠠᠭᠠᠭᠤᠯᠵᠤ ᠶᠠᠪᠤᠭᠠᠠ
ᠠᠷᠠᠳ ᠤᠨ ᠪᠠᠭᠰᠢ ᠲᠠ ᠮᠢᠨᠤ ᠡᠵᠢ᠃

2014/09/26

Шог зураач С.Цогтбаярын бүтээл

Миний ээж

ᠮᠢᠨᠤ ᠡᠵᠢ

ᠮᠣᠩᠭᠤᠯ ᠤᠨ ᠦᠵᠡᠰᠬᠦᠯᠡᠩᠲᠦ ᠰᠠᠷᠠᠨ ᠭᠤᠤᠠᠠ
ᠨᠠᠮᠠᠢᠢ ᠲᠥᠷᠦᠭᠦᠯᠦᠭᠰᠡᠨ ᠡᠵᠢ
ᠢᠷᠠᠭᠤ ᠰᠠᠢᠢᠬᠠᠨ ᠡᠭᠡᠰᠢᠭ ᠢᠶᠡᠷ ᠢᠶᠡᠨ
ᠪᠥᠩ ᠪᠥᠩ ᠪᠦᠪᠡᠢᠢᠯᠡᠭᠰᠡᠨ ᠡᠵᠢ᠃

ᠵᠥᠭᠡᠯᠡᠨ ᠴᠠᠭᠠᠨ ᠭᠠᠷ ᠢᠶᠡᠷ ᠢᠶᠡᠨ
ᠬᠥᠳᠡᠯᠭᠡᠨ ᠥᠰᠬᠡᠭᠰᠡᠨ ᠡᠵᠢ
ᠵᠦᠢᠲᠡᠢ ᠤᠷᠠᠨ ᠦᠭᠡᠰ ᠢᠶᠡᠷ ᠢᠶᠡᠨ
ᠰᠤᠷᠭᠠᠨ ᠬᠦᠮᠦᠵᠢᠭᠦᠯᠦᠭᠰᠡᠨ ᠡᠵᠢ᠃

ᠳᠠ᠊᠂ᠨᠠᠴᠤᠭᠳᠣᠷᠵᠢ

Эх орон

ᠡᠬᠡ ᠣᠷᠤᠨ

ᠬᠥᠮᠥᠨ ᠡᠬᠡ ᠣᠷᠤᠨ ᠶᠤᠭᠠᠨ
ᠰᠢᠯᠢᠵᠤ ᠰᠣᠩᠭᠤᠵᠤ ᠠᠪᠳᠠᠭ ᠥᠭᠡᠢ ᠶᠤᠮ
ᠬᠡᠯᠡᠵᠤ ᠵᠢᠭᠠᠵᠤ ᠢᠷᠡᠳᠡᠭ ᠥᠭᠡᠢ ᠶᠤᠮ᠃

ᠤᠬᠢᠯᠠᠬᠤ ᠡᠴᠡ ᠥᠭᠡᠷᠡᠡ ᠴᠢᠳᠠᠯ ᠥᠭᠡᠢ
ᠥᠭᠡᠯᠡᠬᠦ ᠡᠴᠡ ᠥᠭᠡᠷᠡᠡ ᠲᠠᠳᠤᠯ ᠥᠭᠡᠢ
ᠠᠮᠢᠲᠠᠨ ᠤ ᠥᠷᠡᠡ
ᠠᠩᠭᠢᠷ ᠤᠨ ᠵᠤᠯᠵᠠᠭᠠᠠ
ᠡᠬᠡ ᠡᠴᠡ ᠲᠥᠷᠦᠳᠡᠭ ᠶᠤᠮ᠃
ᠡᠬᠡ ᠣᠷᠤᠨ ᠨᠢ
ᠲᠣᠰᠤᠭᠠᠳ ᠠᠪᠳᠠᠭ ᠶᠤᠮ᠃

ᠡᠬᠡ ᠣᠷᠤᠨ ᠬᠡᠮᠡᠳᠡᠭ ᠨᠢ
ᠬᠠᠭᠤᠷᠠᠢ ᠵᠥᠭᠡᠯᠡᠨ ᠪᠠᠭᠤᠴᠠ ᠨᠢ

ᠬᠣᠨᠢᠨ ᠤ ᠨᠡᠬᠡᠢ ᠥᠯᠦᠭᠡᠢ ᠨᠢ
ᠲᠠᠭᠠᠯᠠᠵᠤ ᠥᠬᠦᠭᠡᠷᠳᠡᠭᠰᠡᠨ ᠪᠦᠬᠦᠨ ᠨᠢ
ᠡᠬᠡ ᠣᠷᠤᠨ ᠶᠤᠭᠠᠨ ᠪᠢ ᠬᠦᠨᠳᠡᠯᠡᠨ ᠭᠤᠯᠳᠤ ᠶᠠᠪᠤᠯᠤᠭᠠᠠ
ᠡᠨᠡ ᠳᠡᠯᠡᠬᠡᠢ ᠶᠤᠭᠡᠨ ᠪᠢ ᠬᠡᠷᠦᠵᠦ ᠲᠣᠭᠤᠷᠢᠵᠤ ᠦᠵᠡᠯᠦᠭᠡ᠃

ᠰᠢᠯᠢᠭᠡᠳᠦᠢ ᠠᠪᠤᠭᠰᠠᠨ ᠨᠤᠲᠤᠭ ᠶᠤᠭᠠᠨ
ᠠᠯᠢ ᠴᠤ ᠨᠤᠲᠤᠭ ᠢᠶᠡᠷ ᠰᠣᠯᠢᠬᠤ ᠦᠭᠡᠢ
ᠬᠡᠯᠡᠭᠡᠳᠦᠢ ᠢᠷᠡᠭᠰᠡᠨ ᠨᠤᠲᠤᠭ ᠶᠤᠭᠠᠨ
ᠬᠡᠨ ᠤ ᠴᠤ ᠬᠦᠦ ᠳᠦ ᠥᠭᠬᠦ ᠦᠭᠡᠢ᠃

(ᠴᠣᠢᠢ᠊᠂ᠴᠢᠮᠡᠳ)

2014/09/19

Монгол бичгээрээ



ᠮᠣᠩᠭᠤᠯ ᠪᠢᠴᠢᠭ  ᠢᠶᠡᠷ ᠪᠯᠣᠭ ᠬᠥᠲᠥᠯᠥᠶᠡᠡ


ᠪᠢᠳᠡᠨ ᠳᠤ ᠮᠣᠩᠭᠣᠯ ᠪᠢᠴᠢᠭ ᠢᠶᠡᠷ ᠢᠶᠡᠨ ᠪᠯᠣᠭ ᠬᠥᠲᠥᠯᠬᠥ ᠪᠣᠯᠤᠮᠵᠢ ᠶᠢ ᠣᠯᠭᠤᠭᠰᠠᠨ ᠠᠮᠤᠷᠵᠢᠷᠭᠠᠯ ᠳᠤ ᠪᠠᠶᠠᠷᠯᠠᠯᠠᠠ ᠃


  • ᠠᠬᠢᠨ ᠳᠠᠬᠢᠨ ᠪᠠᠶᠠᠷᠯᠠᠯᠠᠠ᠃
  • ᠮᠠᠰᠢ ᠣᠯᠠᠨ ᠬᠥᠮᠥᠨ ᠮᠣᠨᠭᠣᠯ ᠪᠢᠴᠢᠭ ᠢᠶᠡᠷ ᠪᠯᠣᠭ ᠬᠥᠲᠥᠯᠥᠭᠡᠰᠡᠢ᠃